新概念民歌歌词
新概念民歌- 词曲 -乌日根 -演唱 -代沁
ᠰᠢᠨᠡ ᠬᠡᠮᠨᠡᠯ ᠦᠨ ᠠᠷᠠᠳ ᠤᠨ ᠳᠠᠭᠣᠣ
ᠳᠠᠭᠣᠴᠢᠨ ᠄ ᠳᠠᠶᠢᠴᠢᠨ
ᠪᠠᠷᠠᠭᠣᠨ ᠬᠣᠶᠢᠨᠠ ᠠᠴᠠ ᠡᠭᠦᠯᠡ ᠨᠢ ᠭᠠᠷᠣᠯᠠ ᠳ᠋ᠠ
ᠪᠠᠰᠠ ᠴᠤ ᠪᠣᠷᠣᠭᠠᠨ ᠣᠷᠣᠬᠣ ᠶᠤᠮ ᠪᠠ ᠬᠥ᠋
ᠪᠣᠳᠣᠯᠭᠠᠨ ᠳᠣᠳᠣᠷᠠ ᠳ᠋ᠸᠩ ᠲᠣᠩ ᠲᠠᠢ ᠪᠠᠶᠢᠨᠠ ᠳ᠋ᠡ
ᠪᠠᠭᠠᠬᠠᠨ ᠳᠠᠭᠣᠯᠠ ᠠᠴᠠ ᠰᠠᠯᠬᠤ ᠶᠤᠮ ᠪᠠ ᠬᠥ᠋
ᠵᠡᠭᠦᠨ ᠬᠣᠶᠢᠨᠠ ᠠᠴᠠ ᠡᠭᠦᠯᠡ ᠨᠢ ᠭᠠᠷᠣᠯᠠ ᠳ᠋ᠠ
ᠵᠦᠰᠡᠷ ᠪᠣᠷᠣᠭᠠᠨ ᠣᠷᠣᠬᠣ ᠶᠤᠮ ᠪᠠ ᠬᠥ᠋
ᠵᠢᠷᠦᠬᠡᠨ ᠦ ᠳᠣᠳᠣᠷᠠ ᠳ᠋ᠸᠩ ᠲᠣᠩ ᠲᠠᠢ ᠪᠠᠶᠢᠨᠡ ᠳ᠋ᠠ
ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋
ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋
ᠴᠠᠭᠠᠨ ᠰᠠᠭᠠᠷᠠᠯ ᠡᠯᠵᠢᠭᠡ ᠴᠢᠨᠢ ᠳ᠋ᠡ ᠴᠠᠭᠠᠰᠢ ᠪᠡᠨ ᠴᠢᠩᠭᠠᠨᠠ
ᠴᠠᠭᠠᠬᠠᠨ ᠲᠦᠷᠦᠭᠰᠡᠨ ᠲᠠᠨᠬᠤᠸᠠᠷ ᠠᠩᠭᠠ ᠵᠢᠷᠦᠬᠡ ᠶᠢ ᠴᠢᠩᠭᠠᠨᠠ
ᠴᠠᠭᠠᠬᠠᠨ ᠲᠦᠷᠦᠭᠰᠡᠨ ᠲᠠᠨᠬᠤᠸᠠᠷ ᠠᠩᠭᠠ ᠪᠠᠨ ᠰᠠᠨᠠᠵᠤ ᠯᠠ ᠪᠣᠳᠣᠭᠠᠳ ᠢᠷᠡᠪᠡᠯ ᠳ᠋ᠡ
ᠰᠠᠨᠠᠵᠤ ᠯᠠ ᠪᠠᠶᠢᠨᠤ ᠪᠣᠳᠣᠵᠣ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ
ᠪᠣᠷᠣ ᠴᠤ ᠰᠠᠭᠠᠷᠠᠯ ᠡᠯᠵᠢᠭᠡ ᠴᠢᠨᠢ ᠳ᠋ᠡ ᠪᠣᠷᠣᠭᠣᠰᠢᠶᠡᠨ ᠴᠢᠩᠭᠠᠨᠠ
ᠪᠣᠯᠣᠮᠠᠷ ᠲᠦᠷᠦᠭᠰᠡᠨ ᠲᠠᠨᠬᠤᠸᠠᠷ ᠠᠩᠭᠠ ᠵᠢᠷᠦᠬᠡ ᠶᠢ ᠴᠢᠩᠭᠠᠨᠠ
ᠪᠣᠯᠣᠮᠠᠷ ᠲᠦᠷᠦᠭᠰᠡᠨ ᠲᠠᠨᠬᠤᠸᠠᠷ ᠠᠩᠭᠠ ᠪᠠᠨ ᠪᠣᠳᠣᠵᠤ ᠰᠠᠨᠠᠭᠠᠳ ᠢᠷᠡᠪᠡᠯ ᠳ᠋ᠡ
ᠪᠣᠰᠴᠣ ᠯᠠ ᠪᠠᠶᠢᠨᠤ ᠰᠠᠭᠣᠵᠤ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ
ᠮᠠᠮᠠ ᠶᠢᠨ ᠰᠦᠮᠡ ᠳ᠋ᠡᠬᠡᠨ ᠰᠠᠭᠣᠬᠣ ᠦᠬᠡᠢ ᠭᠡᠨᠡ ᠶᠣᠣ ᠳ᠋ᠡ ᠯᠠᠮᠠ
ᠮᠠᠨᠢ ᠶᠢᠨ ᠡᠷᠳᠡᠨᠢ ᠨᠣᠮ ᠬᠦᠷᠢᠮ ᠢᠶᠡᠨ ᠣᠩᠰᠢᠬᠤ ᠦᠬᠡᠢ ᠭᠡᠨᠡ ᠶᠣᠣ ᠳ᠋ᠡ ᠯᠠᠮᠠ
ᠮᠠᠨᠳᠣᠭᠣᠷ ᠲᠠᠨᠬᠣᠸᠠᠷ ᠲᠠᠢ ᠮᠠᠭᠣᠬᠠᠢ ᠶᠠᠪᠣᠳᠠᠯ ᠪᠠᠶᠢᠨᠡ ᠭᠡᠨᠡ ᠶᠣᠣ ︖
ᠮᠢᠬᠠ ᠪᠣᠯᠣᠭᠠᠳ ᠠᠷᠠᠰᠣ ᠲᠠᠢ ᠴᠢᠨᠢ ᠬᠡᠯᠡᠯᠴᠡᠶᠡ ᠳ᠋ᠦᠩᠭᠡᠷ ᠬᠦᠢ
ᠰᠦᠮᠡ ᠪᠣᠯᠣᠭᠠᠳ ᠬᠡᠶᠢᠳ ᠳ᠋ᠡᠭᠡᠨ ᠰᠠᠭᠣᠬᠣ ᠦᠬᠡᠢ ᠭᠡᠨᠡ ᠶᠣᠣ ᠳ᠋ᠡ ᠯᠠᠮᠠ
ᠰᠣᠳᠣᠷ ᠨᠣᠮ ᠢᠶᠠᠨ ᠣᠩᠰᠢᠬᠤ ᠦᠬᠡᠢ ᠭᠡᠨᠡ ᠶᠣᠣ ᠳ᠋ᠡ ᠯᠠᠮᠠ
ᠰᠠᠶᠢᠬᠠᠨ ᠲᠦᠷᠦᠭᠰᠡᠨ ᠲᠠᠨᠬᠣᠸᠠᠷ ᠲᠠᠢ ᠰᠠᠮᠭᠣᠨ ᠶᠠᠪᠣᠳᠠᠯ ᠪᠠᠶᠢᠨᠠ ᠭᠡᠨᠡ ᠶᠣᠣ ︖
ᠰᠢᠷᠪᠣᠰᠣ ᠪᠣᠯᠣᠭᠠᠳ ᠮᠢᠬᠠ ᠲᠠᠢ ᠴᠢᠨᠢ ᠬᠡᠯᠡᠯᠴᠡᠶᠡ ᠳ᠋ᠦᠩᠭᠡᠷ ᠬᠦᠢ
ᠠᠩᠭᠠ ᠪᠠᠭᠠ ᠸᠠᠨ ᠯᠢ ᠭᠡᠳᠡᠭ ᠴᠢᠨᠢ ᠠᠮᠣᠷ ᠦᠬᠡᠢ ᠰᠦᠨᠡᠰᠦ ᠬᠦᠢ
ᠠᠭᠠᠷ ᠲᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨᠡ ᠬᠦᠢ
ᠠᠩᠭᠠ ᠪᠠᠭᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ
ᠠᠭᠣᠢ ᠰᠦᠮᠡ ᠶᠢᠨ ᠨᠠᠶᠠᠨ ᠨᠢᠭᠡᠨ ᠰᠢᠳᠦᠬᠡᠨ ᠦ ᠨᠢᠭᠡ ᠭᠡᠨᠡ ᠬᠦᠢ
ᠦᠬᠢᠨ ᠪᠠᠭᠠ ᠸᠠᠨ ᠯᠢ ᠭᠡᠳᠡᠭ ᠴᠢᠨᠢ ᠢᠷᠠᠭᠣ ᠦᠬᠡᠢ ᠰᠦᠨᠡᠰᠦ ᠬᠦᠢ
ᠡᠴᠢᠭᠡ ᠳᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨᠡ ᠬᠦᠢ
ᠦᠬᠢᠨ ᠪᠠᠭᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ
ᠦᠨᠳᠦᠷ ᠰᠦᠮᠡ ᠶᠢᠨ ᠨᠠᠶᠠᠨ ᠨᠢᠭᠡᠨ ᠰᠢᠳᠣᠭᠡᠨ ᠤ ᠨᠢᠭᠡ ᠨᠢ ᠭᠡᠨᠡ ᠬᠦᠢ
补充纠错