爱不释目歌词
作词 : 艾.那木基勒
作曲 : 乌郎
ᠰᠢᠯᠦᠭ:ᠡ᠍᠂ᠨᠠᠮᠵᠢᠯ
ᠠᠶᠠ:ᠤᠯᠠᠭᠠᠨᠪᠠᠭᠠᠲᠤᠷ·ᠰᠠᠷᠠᠭᠤᠯᠰᠠᠢᠬᠠᠨ
ᠳᠠᠭᠤᠴᠢᠨ:ᠨᠠᠷᠠᠰᠤ
ᠲᠩᠷᠢ ᠶ᠋ᠢᠨ ᠮᠥᠩᠭᠦᠨ ᠰᠠᠷᠠᠨ ᠰᠢᠭ
ᠲᠡᠷᠭᠡᠯ ᠴᠠᠭᠠᠬᠠᠨ ᠴᠢᠷᠠᠢ ᠲᠠᠢ
ᠴᠡᠴᠡᠭ ᠦ᠋ᠨ ᠭᠣᠶᠤᠬᠠᠨ ᠳᠡᠯᠪᠢᠭᠡ ᠰᠢᠭ
ᠴᠡᠪᠡᠷᠬᠡᠨ ᠲᠥᠷᠦᠭᠰᠡᠨ ᠪᠦᠰᠡᠭᠦᠢ ᠮᠢᠨᠢ
ᠦᠦᠷ ᠦ᠋ᠨ ᠭᠡᠭᠡ ᠴᠣᠯᠮᠤᠨ ᠰᠢᠭ᠋
ᠦᠵᠡᠮᠵᠢ ᠬᠥᠭᠡᠷᠦᠬᠦᠨ ᠨᠢᠳᠦ ᠪᠡᠷ ᠢ᠋ᠶ᠋ᠡᠨ
ᠦᠨᠠᠨ ᠬᠠᠢᠷᠠ ᠶ᠋ᠢ ᠮᠢᠨᠢ ᠪᠤᠯᠢᠶᠠᠭᠰᠠᠨ
ᠦᠨᠡᠬᠡᠷ ᠡᠩᠭᠦᠷᠡᠢᠬᠡᠨ ᠪᠦᠰᠡᠭᠦᠢ ᠮᠢᠨᠢ
ᠬᠠᠷᠠᠵᠤ ᠬᠠᠨᠤᠰᠢ ᠦᠭᠡᠢ ᠬᠠᠢᠷᠠᠲᠤ ᠮᠢᠨᠢ
ᠬᠠᠯᠠᠭᠤᠨ ᠵᠢᠷᠦᠬᠡᠨ ᠦ᠌ ᠬᠣᠩᠭᠤᠷ ᠮᠢᠨᠢ
ᠬᠠᠷᠠᠵᠤ ᠬᠠᠨᠤᠰᠢ ᠦᠭᠡᠢ ᠬᠠᠢᠷᠠᠲᠤ ᠮᠢᠨᠢ
ᠬᠠᠯᠠᠭᠤᠨ ᠵᠢᠷᠦᠬᠡᠨ ᠦ᠌ ᠬᠣᠩᠭᠤᠷ ᠮᠢᠨᠢ
ᠡᠨᠡᠷᠢᠯᠲᠦ ᠬᠠᠯᠠᠭᠤᠨ ᠰᠡᠳᠭᠢᠯ ᠲᠡᠢ
ᠡᠶᠡᠯᠳᠡᠭ ᠵᠥᠭᠡᠯᠡᠨ ᠵᠠᠩ ᠢ᠋ᠶ᠋ᠠᠷ ᠢ᠋ᠶ᠋ᠠᠨ
ᠡᠮᠵᠡᠭ ᠵᠢᠷᠦᠬᠡ ᠶ᠋ᠢ ᠮᠢᠨᠢ ᠤᠶᠠᠷᠠᠭᠠᠭᠰᠠᠨ
ᠢᠲᠡᠭᠡᠵᠦ ᠬᠠᠨᠢᠯᠠᠭᠰᠠᠨᠠᠮᠠᠷᠠᠭ ᠮᠢᠨᠢ ᠴᠢ
ᠬᠠᠷᠠᠵᠤ ᠬᠠᠨᠤᠰᠢ ᠦᠭᠡᠢ ᠬᠠᠢᠷᠠᠲᠤ ᠮᠢᠨᠢ
ᠬᠠᠯᠠᠭᠤᠨ ᠵᠢᠷᠦᠬᠡᠨ ᠦ᠌ ᠬᠣᠩᠭᠤᠷ ᠮᠢᠨᠢ
ᠬᠠᠷᠠᠵᠤ ᠬᠠᠨᠤᠰᠢ ᠦᠭᠡᠢ ᠬᠠᠢᠷᠠᠲᠤ ᠮᠢᠨᠢ
ᠬᠠᠯᠠᠭᠤᠨ ᠵᠢᠷᠦᠬᠡᠨ ᠦ᠌ ᠬᠣᠩᠭᠤᠷ ᠮᠢᠨᠢ
ᠬᠠᠯᠠᠭᠤᠨ ᠵᠢᠷᠦᠬᠡᠨ ᠦ᠌ ᠬᠣᠩᠭᠤᠷ ᠮᠢᠨᠢ
补充纠错